ᠨᠢᠭᠡ ᠶ᠋ᠢᠨ ᠨᠢᠭᠡ ᠶ᠋ᠢᠨ 《 ᠪᠢᠯᠢᠭ ‍ᠦᠨ ᠬᠤᠷ᠎ᠠ 》 ᠤᠷ᠎ᠠ ᠠᠪᠢᠶᠠᠰ ‍ᠤᠨ ᠦᠵᠡᠬᠦᠯᠭᠡ ᠵᠢᠨ ᠲᠣᠭᠯᠠᠯᠲᠠ

<p>  ᠬᠥᠭᠡᠷᠦᠬᠦᠨ ᠴᠣᠪᠣᠭᠣ ᠬᠡᠦᠬᠡᠳ ‍ᠢᠶ᠋ᠡᠨ ᠬᠠᠷᠠᠭᠠᠳ ᠰᠡᠳᠬᠢᠯ ᠪᠠᠶᠠᠰᠬᠤ ᠦᠭᠡᠢ ᠪᠠᠶ᠋ᠢᠬᠤ ᠶ᠋ᠢᠨ ᠠᠷᠭ᠎ᠠ ᠦᠭᠡᠢ ᠂ ᠰᠤᠷᠤᠭᠴᠢ ᠂ ᠭᠡᠷ ‍ᠦᠨ ᠠᠬᠠᠮᠠᠳ ᠂ ᠪᠠᠭᠰᠢ ᠭᠤᠷᠪᠠ ᠶ᠋ᠢᠨ ᠬᠠᠮᠵᠢᠯᠴᠠᠭ᠎ᠠ ᠣᠬᠣᠷᠬᠠᠨ ᠨᠢᠬᠡ ᠴᠠᠬ ‍ᠤᠨ ᠲᠣᠭᠯᠠᠯᠲᠠ ᠡᠴᠡ ᠭᠦᠢᠴᠡᠳ ᠬᠠᠷᠠᠭᠳᠠᠵᠦ ᠪᠠᠶ᠋ᠢᠨ᠎ᠠ ᠃ ᠰᠤᠷᠤᠭᠴᠢᠳ ‍ᠤᠨ ᠮᠢᠨᠢ ᠴᠢᠯᠦᠭᠡᠲᠡᠢ ᠲᠣᠭᠯᠠᠯᠲᠠ ᠂ ᠪᠠᠶᠠᠰᠤᠩᠭᠤᠢ ᠴᠢᠷᠠᠢ ᠂ ᠬᠥᠭᠵᠢᠶᠡᠨᠲᠡᠢ ᠠᠶᠠᠯᠭᠤ ᠂ ᠤᠷ᠎ᠠ ᠠᠪᠢᠶᠠᠰ ᠂ ᠵᠣᠬᠢᠶᠠᠨ ᠪᠠᠶ᠋ᠢᠭᠤᠯᠤᠯᠲᠠ ᠵᠢᠴᠢ ᠡᠮᠬᠢ ᠳᠢᠭᠯᠢᠮ ᠂ ᠪᠡᠶ᠎ᠡ ᠪᠡᠨ ᠳᠠᠭᠠᠭᠠᠬᠤ ᠴᠢᠨᠠᠷ ᠂ ᠲᠡᠷᠡ ᠪᠦᠭᠦᠳᠡ ᠳ᠋ᠦ᠍ ᠰᠤᠷᠤᠭᠴᠢ ᠶ᠋ᠢᠨ ᠬᠡᠪ ᠴᠢᠨᠠᠷ ᠂ ᠭᠡᠷ ‍ᠦᠨ ᠠᠬᠠᠮᠠᠳ ‍ᠤᠨ ᠰᠤᠷᠭᠠᠯ ᠂ ᠪᠠᠭᠰᠢ ᠨᠠᠷ ‍ᠤᠨ ᠵᠢᠯᠣᠭᠣᠳᠤᠯᠭ᠎ᠠ ᠭᠦᠢᠴᠡᠳ ᠢᠯᠡᠷᠡᠵᠦ ᠪᠠᠶ᠋ᠢᠨ᠎ᠠ ᠃ ᠪᠢᠳᠡ ᠬᠠᠮᠲᠤ  ᠳ᠋ᠦ᠍ ᠪᠡᠨ ᠦᠷᠭᠦᠯᠵᠢᠯᠡᠨ ᠪᠠᠶᠠᠷ ᠬᠥᠷ ᠲᠡᠢ ᠰᠤᠷᠤᠯᠴᠠᠨ ᠠᠮᠢᠳᠤᠷᠠᠵᠤ ᠂ ᠠᠯᠲᠠ ᠪᠠᠷ ᠰᠣᠯᠢᠬᠤ ᠦᠭᠡᠢ ᠴᠠᠬ ᠮᠥᠴᠡ ‍ᠢᠶ᠋ᠠᠨ ᠤᠳᠬ᠎ᠠ ᠲᠡᠭᠦᠯᠳᠡᠷ ᠲᠡᠮᠳᠡᠭᠯᠡᠶ᠎ᠡ !</p>